ᢀ ᠮᠣᠩᠭᠣᠯ ᠦᠰᠦᠭ ᠮᠢᠨᠢ ᠰᠠᠢᠢᠬᠠᠨ ᠲ᠂ᠳᠡᠯᠭᠡᠷᠰᠠᠩ ᠠᠮᠲᠠᠷᠠᠬᠨ ᠰᠢᠮᠳᠡᠷᠬᠡᠨ ᠣᠩᠰᠢᠬᠤ ᠳᠤ ᠠᠶᠠᠯᠭᠤ ᠳᠠᠭᠤᠨ ᠤ ᠬᠢᠨᠢ ᠢᠷᠠᠭᠤᠬᠠᠨ ᠭᠡᠵᠢ᠂ ᠠᠯᠭᠤᠷ ᠰᠠᠢᠢᠬᠠᠨ ᠪᠢᠴᠢᠬᠦ ᠳᠤ ᠠᠴᠤᠭ ᠰᠢᠯᠪᠢ ᠶᠢᠨ ᠬᠢᠨᠢ ᠡᠪᠯᠢᠭ᠍ᠬᠡᠨ ᠭᠡᠵᠢ᠃ ᠤᠷᠪᠠᠭᠤᠯᠤᠨ ᠡᠷᠭᠢᠭᠦᠯᠦᠨ ᠣᠩᠰᠢᠬᠤ ᠳᠤ ᠤᠷᠤᠰᠤᠮ᠎ᠠ ᠲᠣᠳᠤᠬᠠᠨ ᠰᠣᠨᠤᠰᠲᠠᠬᠤ ᠭᠡᠵᠢ᠂ ᠣᠳᠬ᠎ᠠ ᠪᠡᠷ ᠨᠢ ᠪᠠᠭᠤᠯᠭᠠᠵᠤ ᠪᠢᠴᠢᠬᠦ ᠳᠤ ᠣᠷᠠᠯᠢᠭ ᠭᠣᠶᠤᠬᠠᠨ ᠬᠠᠷᠠᠭᠳᠠᠬᠤ ᠭᠡᠵᠢ᠃ ᠶᠠᠩᠵᠤ ᠪᠦᠷᠢ ᠶᠢᠨ ᠠᠶᠠᠯᠭᠤ ᠶᠢ ᠪᠦᠷᠢᠨ ᠳᠡᠮᠳᠡᠭᠯᠡᠳᠡᠭ ᠦᠰᠦᠭ ᠰᠢᠦ ᠶᠠᠭᠠᠷᠠᠵᠤ ᠲᠡᠪᠡᠳᠡᠭᠰᠡᠨ ᠦᠶ᠎ᠡ ᠳᠤ ᠲᠠᠲᠠᠯᠠᠵᠤ ᠪᠣᠯᠳᠠᠭ ᠴᠤ ᠦᠰᠦᠭ ᠰᠢᠦ᠃ ᠡᠭᠡᠰᠢᠭ᠌ ᠭᠡᠢᠢᠭᠦᠯᠦᠭᠴᠢ ᠬᠠᠮᠵᠢᠮᠠᠨᠵᠢᠨ ᠦᠶ᠎ᠡ ᠪᠦᠷᠢᠯᠳᠦᠨ ᠲᠣᠭᠳᠠᠳᠠᠭ ᠰᠢᠦ ᠦᠶ᠎ᠡ ᠨᠢ ᠦᠶ᠎ᠡ ᠲᠠᠢ ᠪᠡᠨ ᠨᠡᠢᠢᠯᠡᠮᠡᠨᠵᠢᠨ ᠦᠭᠡ ᠦᠰᠦᠭ ᠪᠦᠲᠦᠳᠡᠭ ᠰᠢᠦ᠃ ᠴᠠᠭᠠᠨ ᠲᠣᠯᠤᠭᠠᠢ ᠶᠢ ᠡᠵᠡᠮᠰᠢᠪᠡᠯ ᠴᠠᠭᠠᠰᠢ ᠨᠢ ᠦᠰᠦᠭᠯᠡᠯ ᠳᠤ ᠣᠷᠤᠳᠠᠭ ᠰᠢᠦ᠂ ᠦᠰᠦᠭᠯᠡᠯ ᠳᠤ ᠣᠷᠤᠵᠤ ᠴᠠᠭᠠᠷᠠᠪᠠᠯ ᠦᠯᠢᠭᠡᠷ ᠦᠨ ᠨᠣᠮ ᠣᠩᠰᠢᠳᠠᠭ ᠰᠢᠦ᠃ ᠦᠭᠡ ᠪᠡᠨ ᠶᠠᠷᠢᠳᠠᠭ ᠬᠥᠮᠦᠨ ᠦᠰᠦᠭ ᠢ ᠨᠢ ᠰᠤᠷᠠᠬᠤ ᠳᠤ ᠳᠦᠭᠦᠮ ᠰᠢᠦ᠂ ᠦᠰᠦᠭ ᠢ ᠨᠢ ᠮᠡᠳᠡᠳᠡᠭ ᠬᠦᠮᠦᠨ ᠪᠢᠴᠢᠭ᠌ ᠲᠠᠢ ᠪᠣᠯᠬᠤ ᠳᠤ ᠬᠢᠯᠪᠠᠷ ᠰᠢᠦ᠃ ᠮᠠᠨ ᠤ ᠮᠣᠩᠭᠣᠯ ᠦᠰᠦᠭ ᠭᠡᠭ᠍ᠴᠢ ᠮᠠᠩᠯᠠᠢ ᠰᠠᠢ...
Монгол соёл, Монгол түүх, Монгол ухаан,