Skip to main content

Монгол үсэг минь сайхан

ᢀ ᠮᠣᠩᠭᠣᠯ ᠦᠰᠦᠭᠮᠢᠨᠢ ᠰᠠᠢᠢᠬᠠᠨ
      ᠲ᠂ᠳᠡᠯᠭᠡᠷᠰᠠᠩ

ᠠᠮᠲᠠᠷᠠᠬᠨ ᠰᠢᠮᠳᠡᠷᠬᠡᠨ ᠣᠩᠰᠢᠬᠤᠳᠤ
ᠠᠶᠠᠯᠭᠤ ᠳᠠᠭᠤᠨᠬᠢᠨᠢ ᠢᠷᠠᠭᠤᠬᠠᠨ ᠭᠡᠵᠢ᠂
ᠠᠯᠭᠤᠷ ᠰᠠᠢᠢᠬᠠᠨ ᠪᠢᠴᠢᠬᠦᠳᠤ
ᠠᠴᠤᠭ ᠰᠢᠯᠪᠢᠶᠢᠨ ᠬᠢᠨᠢ ᠡᠪᠯᠢᠭ᠍ᠬᠡᠨ ᠭᠡᠵᠢ᠃

ᠤᠷᠪᠠᠭᠤᠯᠤᠨ ᠡᠷᠭᠢᠭᠦᠯᠦᠨ ᠣᠩᠰᠢᠬᠤᠳᠤ
ᠤᠷᠤᠰᠤᠮ᠎ᠠ ᠲᠣᠳᠤᠬᠠᠨ ᠰᠣᠨᠤᠰᠲᠠᠬᠤ ᠭᠡᠵᠢ᠂
ᠣᠳᠬ᠎ᠠᠪᠡᠷᠨᠢ ᠪᠠᠭᠤᠯᠭᠠᠵᠤ ᠪᠢᠴᠢᠬᠦᠳᠤ
ᠣᠷᠠᠯᠢᠭ ᠭᠣᠶᠤᠬᠠᠨ ᠬᠠᠷᠠᠭᠳᠠᠬᠤ ᠭᠡᠵᠢ᠃
ᠶᠠᠩᠵᠤ ᠪᠦᠷᠢᠶᠢᠨ ᠠᠶᠠᠯᠭᠤᠶᠢ
ᠪᠦᠷᠢᠨ ᠳᠡᠮᠳᠡᠭᠯᠡᠳᠡᠭ ᠦᠰᠦᠭ ᠰᠢᠦ
ᠶᠠᠭᠠᠷᠠᠵᠤ ᠲᠡᠪᠡᠳᠡᠭᠰᠡᠨ ᠦᠶ᠎ᠡᠳᠤ
ᠲᠠᠲᠠᠯᠠᠵᠤ ᠪᠣᠯᠳᠠᠭᠴᠤ ᠦᠰᠦᠭ ᠰᠢᠦ᠃

ᠡᠭᠡᠰᠢᠭ᠌ ᠭᠡᠢᠢᠭᠦᠯᠦᠭᠴᠢ ᠬᠠᠮᠵᠢᠮᠠᠨᠵᠢᠨ
ᠦᠶ᠎ᠡ ᠪᠦᠷᠢᠯᠳᠦᠨ ᠲᠣᠭᠳᠠᠳᠠᠭ ᠰᠢᠦ
ᠦᠶ᠎ᠡᠨᠢ ᠦᠶ᠎ᠡᠲᠠᠢᠪᠡᠨ ᠨᠡᠢᠢᠯᠡᠮᠡᠨᠵᠢᠨ
ᠦᠭᠡ ᠦᠰᠦᠭ ᠪᠦᠲᠦᠳᠡᠭ ᠰᠢᠦ᠃

ᠴᠠᠭᠠᠨ ᠲᠣᠯᠤᠭᠠᠢᠶᠢ ᠡᠵᠡᠮᠰᠢᠪᠡᠯ
ᠴᠠᠭᠠᠰᠢᠨᠢ ᠦᠰᠦᠭᠯᠡᠯᠳᠤ ᠣᠷᠤᠳᠠᠭ ᠰᠢᠦ᠂
ᠦᠰᠦᠭᠯᠡᠯᠳᠤ ᠣᠷᠤᠵᠤ ᠴᠠᠭᠠᠷᠠᠪᠠᠯ
ᠦᠯᠢᠭᠡᠷᠦᠨ ᠨᠣᠮ ᠣᠩᠰᠢᠳᠠᠭ ᠰᠢᠦ᠃

ᠦᠭᠡᠪᠡᠨ ᠶᠠᠷᠢᠳᠠᠭ ᠬᠥᠮᠦᠨ
ᠦᠰᠦᠭᠨᠢ ᠰᠤᠷᠠᠬᠤᠳᠤ ᠳᠦᠭᠦᠮ ᠰᠢᠦ᠂
ᠦᠰᠦᠭᠨᠢ ᠮᠡᠳᠡᠳᠡᠭ ᠬᠦᠮᠦᠨ
ᠪᠢᠴᠢᠭ᠌ᠲᠠᠢ ᠪᠣᠯᠬᠤᠳᠤ ᠬᠢᠯᠪᠠᠷ ᠰᠢᠦ᠃

ᠮᠠᠨ ᠮᠣᠩᠭᠣᠯ ᠦᠰᠦᠭ ᠭᠡᠭ᠍ᠴᠢ
ᠮᠠᠩᠯᠠᠢ ᠰᠠᠢᠢᠬᠠᠨ ᠪᠠᠢᠢᠳᠠᠭ ᠰᠢᠦ᠂
ᠮᠠᠰᠢ ᠡᠷᠲᠡ ᠵᠣᠬᠢᠶᠠᠭᠳᠠᠭᠠᠳ
ᠮᠠᠷᠲᠠᠭᠳᠠᠯ ᠦᠭᠡᠢ ᠬᠡᠷᠡᠭᠯᠡᠭᠳᠡᠭᠰᠡᠭᠡᠷ ᠰᠢᠦ᠃
ᠮᠣᠷᠤᠩᠬᠠᠢ ᠮᠣᠰᠢᠭᠠᠢ ᠦᠰᠦᠭ ᠭᠡᠵᠦ
ᠮᠡᠳᠡᠯᠭᠡ ᠮᠡᠭᠦᠰᠴᠦᠳ ᠭᠦᠳᠭᠡᠪᠡᠴᠦ
ᠮᠣᠯᠤᠷ ᠡᠷᠳᠡᠨᠢᠶᠢᠨ ᠦᠰᠦᠭᠶᠢᠡᠨ
ᠮᠣᠩᠭᠣᠯ ᠬᠦᠦ ᠪᠢ ᠰᠤᠷᠤᠨ᠎ᠠ᠃

ᠠᠷᠢᠶᠠᠲᠠᠨ ᠰᠢᠪᠠᠭᠤᠨ ᠬᠡᠯᠡ ᠭᠡᠵᠦ
ᠠᠳᠬᠠᠭ ᠰᠠᠨᠠᠭᠠᠳᠠᠨ ᠵᠠᠵᠢᠭᠤᠳᠠᠭᠤᠯᠪᠠᠴᠤ᠂
ᠠᠪᠤ ᠳᠡᠭᠡᠳᠦᠰᠦᠨ ᠬᠡᠯᠡᠪᠡᠨ
ᠠᠯᠳᠠᠯ ᠦᠭᠡᠢ ᠪᠢ ᠡᠵᠡᠮᠰᠢᠨ᠎ᠡ!

ᠭᠠᠢᠢᠬᠠᠮᠰᠢᠭᠲᠤ ᠰᠠᠢᠢᠬᠠᠨ ᠬᠡᠯᠡᠪᠡᠨ
ᠭᠠᠩᠭᠠᠩ ᠰᠠᠢᠢᠬᠠᠨ ᠦᠰᠦᠭᠶᠢᠡᠨ
ᠭᠠᠯᠪᠠ ᠶᠡᠭᠦᠷᠡᠳᠡᠯ᠎ᠡ ᠭᠡᠷᠡᠭᠯᠡᠭᠡᠳ
ᠭᠠᠯ ᠭᠣᠯᠤᠮᠲᠠᠪᠡᠨ ᠬᠦᠭᠵᠢᠭᠦᠯᠦᠨ᠎ᠡ᠃

Comments

Popular posts from this blog

Монгол хүмүүний зүрхний бичээс

Би- таван ханатай гэрт төржээ Би- таван тивтэй дэлхийд төржээ Би- буурал түүхтэй Монглд төржээ Би- бурхад мэндэлсэн Дорнодод төржээ Бойтогны минь хонх: намайг хөлд оруулсан Ботгон буйлаан: намайг хэлд оруулсан Уухай, гийнгоо: надад жигүүр ургуулсан Уртын дуу. надад ухаан цараалсан Эвдэрвээс бид: хуваахын хүрдээ ! Эвлэрвээс бид: үржүүлэхийн хүрдээ ! Энэ бол миний: зүрхний бичээсээ ! Эвлэрсэн цагтаа: Монголчууд бид хүчтэй ! Авдар дотроо судар минь багтдаг Атныхаа нуруунд гэр минь багтдаг Өргөөн тооноор минь наран багтдаг Үнхэлцэг дотор минь орчлон орчдогоо ! Би- дэлхий хэвтэй гэрийн эзэн Би- дээшээ заяатай буяны эзэн Би- дээрээ нартай тэнгэрийн эзэн Би- дээдэсээс заяатай монголын эзэн ! Би- таван хошуу сүргийн эзэн Би- тал, хангай говийн зэн Би- лустай хөх усны эзэн Би- луутай хөх тэнгэрийн эзэн ! МУАУЗ Т.Галсан

Б.Лхагвасүрэн - Боржигоны бор тал

Санаа алдахад   Эхийн сүү тагнайд амтагдаж   Салхины үзүүр залгихад   Агь хоолойд аргасан   Боржигины бор тал минь