Skip to main content

Posts

Showing posts from March, 2012

Монгол үсэг минь сайхан

ᢀ ᠮᠣᠩᠭᠣᠯ ᠦᠰᠦᠭ   ᠮᠢᠨᠢ ᠰᠠᠢᠢᠬᠠᠨ       ᠲ᠂ᠳᠡᠯᠭᠡᠷᠰᠠᠩ ᠠᠮᠲᠠᠷᠠᠬᠨ ᠰᠢᠮᠳᠡᠷᠬᠡᠨ ᠣᠩᠰᠢᠬᠤ   ᠳᠤ ᠠᠶᠠᠯᠭᠤ ᠳᠠᠭᠤᠨ   ᠤ   ᠬᠢᠨᠢ ᠢᠷᠠᠭᠤᠬᠠᠨ ᠭᠡᠵᠢ᠂ ᠠᠯᠭᠤᠷ ᠰᠠᠢᠢᠬᠠᠨ ᠪᠢᠴᠢᠬᠦ   ᠳᠤ ᠠᠴᠤᠭ ᠰᠢᠯᠪᠢ   ᠶᠢᠨ ᠬᠢᠨᠢ ᠡᠪᠯᠢᠭ᠍ᠬᠡᠨ ᠭᠡᠵᠢ᠃ ᠤᠷᠪᠠᠭᠤᠯᠤᠨ ᠡᠷᠭᠢᠭᠦᠯᠦᠨ ᠣᠩᠰᠢᠬᠤ   ᠳᠤ ᠤᠷᠤᠰᠤᠮ᠎ᠠ ᠲᠣᠳᠤᠬᠠᠨ ᠰᠣᠨᠤᠰᠲᠠᠬᠤ ᠭᠡᠵᠢ᠂ ᠣᠳᠬ᠎ᠠ   ᠪᠡᠷ   ᠨᠢ ᠪᠠᠭᠤᠯᠭᠠᠵᠤ ᠪᠢᠴᠢᠬᠦ   ᠳᠤ ᠣᠷᠠᠯᠢᠭ ᠭᠣᠶᠤᠬᠠᠨ ᠬᠠᠷᠠᠭᠳᠠᠬᠤ ᠭᠡᠵᠢ᠃ ᠶᠠᠩᠵᠤ ᠪᠦᠷᠢ   ᠶᠢᠨ ᠠᠶᠠᠯᠭᠤ   ᠶᠢ ᠪᠦᠷᠢᠨ ᠳᠡᠮᠳᠡᠭᠯᠡᠳᠡᠭ ᠦᠰᠦᠭ ᠰᠢᠦ ᠶᠠᠭᠠᠷᠠᠵᠤ ᠲᠡᠪᠡᠳᠡᠭᠰᠡᠨ ᠦᠶ᠎ᠡ   ᠳᠤ ᠲᠠᠲᠠᠯᠠᠵᠤ ᠪᠣᠯᠳᠠᠭ   ᠴᠤ ᠦᠰᠦᠭ ᠰᠢᠦ᠃ ᠡᠭᠡᠰᠢᠭ᠌ ᠭᠡᠢᠢᠭᠦᠯᠦᠭᠴᠢ ᠬᠠᠮᠵᠢᠮᠠᠨᠵᠢᠨ ᠦᠶ᠎ᠡ ᠪᠦᠷᠢᠯᠳᠦᠨ ᠲᠣᠭᠳᠠᠳᠠᠭ ᠰᠢᠦ ᠦᠶ᠎ᠡ   ᠨᠢ ᠦᠶ᠎ᠡ   ᠲᠠᠢ   ᠪᠡᠨ ᠨᠡᠢᠢᠯᠡᠮᠡᠨᠵᠢᠨ ᠦᠭᠡ ᠦᠰᠦᠭ ᠪᠦᠲᠦᠳᠡᠭ ᠰᠢᠦ᠃ ᠴᠠᠭᠠᠨ ᠲᠣᠯᠤᠭᠠᠢ   ᠶᠢ ᠡᠵᠡᠮᠰᠢᠪᠡᠯ ᠴᠠᠭᠠᠰᠢ   ᠨᠢ ᠦᠰᠦᠭᠯᠡᠯ   ᠳᠤ ᠣᠷᠤᠳᠠᠭ ᠰᠢᠦ᠂ ᠦᠰᠦᠭᠯᠡᠯ   ᠳᠤ ᠣᠷᠤᠵᠤ ᠴᠠᠭᠠᠷᠠᠪᠠᠯ ᠦᠯᠢᠭᠡᠷ   ᠦᠨ ᠨᠣᠮ ᠣᠩᠰᠢᠳᠠᠭ ᠰᠢᠦ᠃ ᠦᠭᠡ   ᠪᠡᠨ ᠶᠠᠷᠢᠳᠠᠭ ᠬᠥᠮᠦᠨ ᠦᠰᠦᠭ   ᠢ   ᠨᠢ ᠰᠤᠷᠠᠬᠤ   ᠳᠤ ᠳᠦᠭᠦᠮ ᠰᠢᠦ᠂ ᠦᠰᠦᠭ   ᠢ   ᠨᠢ ᠮᠡᠳᠡᠳᠡᠭ ᠬᠦᠮᠦᠨ ᠪᠢᠴᠢᠭ᠌   ᠲᠠᠢ ᠪᠣᠯᠬᠤ   ᠳᠤ ᠬᠢᠯᠪᠠᠷ ᠰᠢᠦ᠃ ᠮᠠᠨ   ᠤ ᠮᠣᠩᠭᠣᠯ ᠦᠰᠦᠭ ᠭᠡᠭ᠍ᠴᠢ ᠮᠠᠩᠯᠠᠢ ᠰᠠᠢᠢᠬᠠᠨ ᠪᠠᠢᠢᠳᠠᠭ ᠰᠢᠦ᠂ ᠮᠠ

Би монгол хүн

ᠪᠢ ᠮᠣᠩᠭᠣᠯ ᠬᠦᠮᠦᠨ   ᠴ ᠂ ᠴᠢᠮᠡᠳ   ᠠᠷᠠᠭᠠᠯ   ᠤᠨ ᠤᠲᠤᠭ᠎ᠠ ᠪᠣᠷᠭᠢᠯᠤᠭᠰᠠᠨ ᠮᠠᠯᠴᠢᠨ   ᠤ ᠭᠡᠷ   ᠲᠦ ᠲᠥᠷᠦᠭᠰᠡᠨ ᠪᠢ ᠠᠲᠠᠷ ᠬᠡᠭᠡᠷ᠎ᠡ ᠨᠤᠲᠤᠭ   ᠢᠢᠡᠨ ᠥᠯᠦᠭᠡᠢ   ᠮᠢᠨᠢ ᠭᠡᠵᠦ ᠪᠣᠳᠤᠳᠠᠭ ᠴᠡᠩᠬᠡᠷ ᠮᠠᠨᠠᠨ ᠰᠤᠭᠤᠨᠠᠭᠯᠠᠭᠰᠠᠨ ᠠᠯᠤᠰ   ᠤᠨ ᠪᠠᠷ᠎ᠠ   ᠶᠢ ᠰᠢᠷᠲᠡᠭᠡᠳ ᠴᠡᠯᠡᠭᠡᠷ ᠰᠠᠢᠢᠬᠠᠨ ᠨᠤᠲᠤᠭ   ᠢᠶᠡᠨ ᠰᠡᠳᠭᠢᠯ ᠪᠠᠬᠠᠳᠤᠨ ᠬᠠᠷᠠᠬᠤ   ᠳᠤ ᠦᠯᠢᠶᠡᠵᠦ ᠪᠠᠢᠢᠭ᠎ᠠ ᠰᠠᠯᠬᠢ   ᠨᠢ ᠦᠨᠦᠰᠦᠭᠡᠳ ᠪᠠᠢᠢᠭ᠎ᠠ   ᠴᠤ ᠶᠣᠮ ᠰᠢᠭ ᠥᠷᠥᠰᠢᠶᠡᠯᠲᠦ ᠡᠵᠢ   ᠢᠢᠨ   ᠮᠢᠨᠢ ᠭᠠᠷ ᠢᠯᠪᠢᠭᠡᠳ ᠪᠠᠢᠢᠭ᠎ᠠ   ᠴᠤ ᠶᠣᠮ ᠰᠢᠭ ᠡᠨᠡᠷᠢᠩᠭᠦᠢ ᠰᠠᠢᠢᠬᠠᠨ ᠰᠠᠨᠠᠭᠳᠠᠬᠤ   ᠳᠤ ᠡᠯᠢᠭᠡ ᠵᠢᠷᠦᠬᠡ   ᠮᠢᠨᠢ ᠳᠣᠭᠳᠣᠯᠵᠣ ᠬᠣᠣᠰ ᠦᠭᠡᠢ ᠪᠠᠶᠠᠷ   ᠤᠨ ᠨᠢᠯᠪᠤᠰᠤ ᠬᠣᠶᠠᠷ ᠨᠢᠳᠦ   ᠶᠢ ᠮᠢᠨᠢ ᠪᠦᠷᠬᠦᠳᠡᠭ ᠦᠷᠭᠡᠨ ᠰᠠᠢᠢᠬᠠᠨ ᠨᠤᠲᠤᠭ   ᠤᠨ   ᠢᠢᠡᠨ ᠡᠪᠴᠢᠭᠦᠨ ᠳᠡᠭᠡᠷ᠎ᠡ   ᠨᠢ ᠲᠥᠷᠥᠭᠡᠳ ᠦᠨᠢᠷ ᠠᠭᠤᠳᠠᠮ ᠲᠠᠯ᠎ᠠ   ᠢᠢᠨ   ᠢᠢᠡᠨ ᠥᠩᠭᠡᠲᠦ ᠠᠮᠢᠳᠤᠷᠠᠯ   ᠤᠨ ᠲᠥᠯᠥᠭᠡ ᠠᠮᠢ ᠪᠡᠶ᠎ᠡ   ᠪᠡᠨ ᠵᠣᠷᠢᠭᠤᠯᠳᠠᠭ ᠠᠷᠢᠭᠤᠨ ᠨᠠᠨᠳᠢᠨ ᠵᠠᠩᠰᠢᠯ   ᠲᠠᠢ ᠡᠪᠦᠭᠡᠳ ᠬᠥᠭᠰᠢᠳ ᠳᠡᠭᠡᠳᠦᠰ   ᠤᠨ   ᠮᠢᠨᠢ ᠦᠷ᠎ᠡ   ᠪᠡᠨ ᠭᠡᠵᠦ ᠨᠠᠢᠢᠳᠠᠭᠠᠳ ᠦᠯᠡᠳᠡᠭᠡᠵᠦ ᠨᠠᠳᠠ   ᠳᠤ ᠥᠭᠭᠦᠭᠰᠡᠨ ᠦᠨᠢᠷ ᠮᠣᠩᠭᠣᠯ ᠣᠷᠣᠨ   ᠤ ᠨᠠᠷᠠ   ᠨᠢ ᠨᠠᠮᠠᠢᠢ ᠭᠡᠢᠢᠭᠦᠯᠵᠦ ᠨᠠᠷᠢᠨ ᠰᠠᠯᠬᠢ   ᠨᠢ ᠦᠯᠢᠶᠡᠵᠦ ᠨᠠᠮᠢᠷᠠᠭ᠎ᠠ ᠬᠤᠷ᠎ᠠ   ᠨᠢ ᠲᠡᠵᠢᠭᠡᠵᠦ ᠨᠠᠢᠢᠷ